Хүүхдийн шүлэг: Зараа тугал хоёр. Өвөө. Үнэг ээж

Thursday, October 30, 2014 No comments:

       ᠵᠠᠷᠠᠭᠠᠠ ᠲᠤᠭᠤᠯ ᠬᠣᠶᠠᠷ

ᠢᠴᠢᠮᠡᠬᠡᠢ ᠵᠠᠷᠠᠭᠠᠠ ᠬᠡᠪᠲᠡᠵᠦ ᠭᠡᠨᠡᠡ

ᠢᠳᠡᠮᠡᠬᠡᠢ ᠲᠤᠭᠤᠯ ᠢᠷᠡᠵᠦ ᠭᠡᠨᠡᠡ

ᠪᠥᠭᠡᠷᠡᠡ ᠶᠢ ᠨᠢ ᠲᠡᠷᠡ ᠲᠣᠯᠢᠶᠠᠵᠤ ᠭᠡᠨᠡᠡ

ᠥᠪᠡᠷ ᠦᠨ ᠬᠢ ᠨᠢ ᠬᠡᠯᠡ ᠡᠪᠡᠳᠴᠦ ᠭᠡᠨᠡᠡ

ᠳᠠᠭᠠᠷᠢᠯᠳᠤᠭᠰᠠᠨ ᠪᠦᠬᠦᠨ ᠬᠣᠭᠤᠯᠠ ᠪᠢᠰᠢ ᠰᠢᠤ ᠭᠡᠵᠦ 

ᠳᠠᠭᠠᠵᠢᠩᠨᠠᠭᠰᠠᠨ ᠵᠠᠷᠠᠭᠠᠠ ᠢᠨᠢᠶᠡᠵᠦ ᠭᠡᠨᠡᠡ



          ᠡᠪᠥᠭᠡ

ᠡᠪᠦᠭᠡ ᠠᠪᠤ ᠦᠯᠢᠭᠡᠷ ᠳᠣᠮᠤᠭ ᠶᠠᠷᠢᠨᠠᠠ 

ᠡᠳᠦᠷ ᠪᠦᠷ ᠥᠭᠡᠷᠡᠡ ᠦᠭᠡᠷᠡᠡ ᠶᠢ ᠶᠠᠷᠢᠨᠠᠠ

ᠡᠪᠦᠭᠡ ᠠᠪᠤ ᠶᠢᠨ ᠦᠯᠢᠭᠡᠷ ᠳᠣᠮᠤᠭ ᠳᠠᠭᠤᠰᠳᠠᠭ ᠦᠭᠡᠢ

ᠡᠳᠦᠷ ᠪᠦᠷ ᠰᠣᠨᠤᠰᠤᠭᠠᠳ ᠮᠢᠨᠤ ᠰᠡᠳᠬᠢᠯ ᠬᠠᠨᠳᠠᠭ ᠦᠭᠡᠢ



          ᠦᠨᠡᠭᠡ ᠡᠵᠢ

ᠦᠨᠡᠭᠡ ᠡᠵᠢ ᠡᠳᠦᠷᠵᠢᠨ ᠠᠩᠭᠤᠴᠢᠯᠠᠪᠠ

ᠡᠮᠬᠦᠬᠡᠨ ᠮᠢᠬᠠᠠ ᠦᠳᠡᠰᠢ ᠣᠯᠪᠠ

ᠭᠠᠭᠴᠠᠬᠠᠨ ᠤᠬᠤᠰᠬᠢᠭᠡᠳ ᠯᠡ ᠢᠳᠡᠴᠢᠬᠡᠮᠡᠷ ᠪᠠᠢᠢᠪᠠᠴᠤ

ᠭᠠᠪᠠᠷ ᠨᠤᠭᠤᠳ ᠲᠠᠭᠠᠨ ᠥᠭᠬᠦ ᠪᠡᠷ ᠠᠪᠴᠤ ᠣᠳᠪᠠ



 

Цааш унших

... эзэнтэй

Tuesday, October 28, 2014 No comments:

ᠥᠪᠡᠷ ᠢᠶᠡᠷ  ᠢᠶᠡᠨ ᠪᠠᠢ᠂
ᠪᠤᠰᠤᠳ ᠪᠦᠬᠦ ᠳᠦᠷᠢ ᠡᠵᠡᠨ ᠲᠡᠢ᠃

ᠣᠰᠻᠠᠷ ᠸᠠᠢᠢᠯᠳ᠋

Цааш унших

Алтан загасны үлгэр (бүрэн эхээрээ)

Saturday, October 18, 2014 No comments:
Цааш унших

Алтан загасны үлгэр (эхний хэсэг)

Monday, October 6, 2014 No comments:

ᠠ᠊ ᠂ ᠰᠧ᠊ ᠂ ᠫᠦᠱᠻᠢᠨ ᠄
ᠠᠯᠲᠠᠨ ᠵᠢᠭᠠᠰᠤᠨ  ᠦ ᠦᠯᠢᠭᠡᠷ

ᠣᠷᠴᠢᠭᠤᠯᠤᠭᠰᠠᠨ ᠴᠡ᠊ ᠊ ᠳᠠᠮᠳᠢᠨᠰᠦ᠋ᠷᠦᠩ

ᠬᠥᠷᠥᠰᠦᠲᠦ ᠠᠯᠲᠠᠨ ᠳᠡᠯᠡᠬᠡᠢ ᠶᠢᠨ ᠬᠥᠪᠡᠭᠡ ᠬᠢᠵᠠᠭᠠᠷ ᠨᠤᠲᠤᠭ ᠲᠦ
ᠬᠥᠬᠡ ᠴᠡᠩᠬᠡᠷ ᠳᠠᠯᠠᠢ ᠶᠢᠨ ᠡᠷᠭᠢ ᠢᠷᠮᠡᠭ ᠭᠠᠵᠠᠷ ᠲᠦ
ᠡᠷᠲᠡ ᠤᠷᠢᠳᠤ ᠴᠠᠭ ᠲᠦ ᠡᠮᠡᠭᠡᠨ ᠡᠪᠦᠭᠡᠨ ᠬᠣᠶᠠᠷ
ᠠᠢᠢᠯ ᠪᠣᠯᠤᠨ ᠠᠮᠢᠳᠤᠷᠠᠵᠤ ᠠᠵᠤ ᠲᠥᠷᠥᠨ ᠰᠠᠭᠤᠵᠤ
ᠬᠠᠷ᠎ᠠ ᠤᠰᠤᠨ ᠤᠮᠳᠠ ᠲᠠᠢ ᠬᠠᠳᠠ ᠴᠢᠯᠠᠭᠤᠨ ᠨᠥᠮᠥᠷᠢ ᠲᠡᠢ
ᠭᠠᠵᠠᠷ ᠦᠨ ᠠᠭᠤᠢ  ᠳᠦ ᠬᠣᠷᠭᠣᠳᠠᠵᠤ ᠭᠠᠯ ᠦᠨ ᠢᠯᠴᠢᠨ ᠳᠦ ᠰᠢᠲᠤᠵᠤ
ᠭᠤᠴᠢᠨ ᠵᠢᠯ ᠲᠠᠨᠤᠵᠦ ᠳᠥᠴᠢᠨ ᠵᠢᠯ ᠰᠠᠭᠤᠪᠠ᠃

ᠡᠪᠦᠭᠡᠨ ᠨᠢ ᠵᠢᠭᠠᠰᠤ ᠪᠠᠷᠢᠵᠤ ᠳᠠᠯᠠᠢ ᠶᠢᠨ ᠬᠥᠪᠡᠭᠡ ᠰᠠᠬᠢᠨ᠎ᠠ᠃
ᠡᠮᠡᠭᠡᠨ ᠨᠢ ᠤᠲᠠᠰᠤ ᠡᠭᠡᠷᠡᠵᠤ ᠭᠡᠷ ᠦᠨ ᠮᠤᠬᠤᠷ ᠰᠠᠬᠢᠨ᠎ᠠ᠃
ᠡᠪᠦᠭᠡᠨ ᠨᠢᠭᠡᠨ ᠡᠳᠦᠷ ᠳᠠᠯᠠᠢ ᠶᠢᠨ ᠬᠥᠪᠡᠭᠡᠨ ᠳᠦ ᠣᠴᠢᠭᠠᠳ
ᠲᠣᠣᠷ ᠢᠶᠡᠨ ᠤᠰᠤᠨ ᠳᠦ ᠲᠠᠯᠪᠢᠵᠤ ᠵᠢᠭᠠᠰᠤ ᠰᠢᠭᠦᠷᠳᠡᠵᠦ ᠡᠬᠢᠯᠡᠪᠡ᠃
ᠠᠩᠬ᠎ᠠ ᠨᠢᠭᠡ ᠰᠢᠭᠦᠭᠰᠡᠨ ᠳᠦ ᠨᠢᠯᠴᠠᠭᠠᠷ ᠵᠠᠮᠠᠭ ᠭᠠᠷᠪᠠ᠃
ᠠᠬᠢᠭᠠᠳ ᠨᠢᠭᠡ ᠰᠢᠭᠦᠭᠰᠡᠨ  ᠳᠦ ᠨᠣᠢᠢᠲᠠᠨ ᠡᠪᠡᠰᠦ ᠭᠠᠷᠪᠠ᠃
ᠠᠳᠠᠭ ᠰᠡᠭᠦᠯ ᠳᠤᠨᠢ ᠰᠢᠭᠦᠲᠡᠯ᠎ᠡ ᠠᠯᠲᠠᠨ ᠵᠢᠭᠠᠰᠤ ᠪᠠᠷᠢᠭᠳᠠᠪᠠ᠃
ᠠᠯᠲᠠᠨ ᠵᠢᠭᠠᠰᠤ ᠪᠣᠯᠪᠠᠰᠤ ᠠᠳᠤᠭᠤᠰᠤ ᠠᠮᠢᠲᠠᠨ ᠡᠴᠡ ᠣᠨᠴᠠ
ᠬᠦᠮᠦᠨ ᠦ ᠬᠡᠯᠡ ᠢᠢ ᠮᠡᠳᠡᠨ᠎ᠠ᠃

〈〈ᠠᠮᠢ ᠠᠪᠤᠷᠠ〉〉 ᠭᠡᠵᠦ ᠠᠯᠲᠠᠨ ᠵᠢᠭᠠᠰᠤ ᠭᠤᠶᠤᠪᠠ᠃
〈〈ᠡᠪᠦᠭᠡᠨ ᠪᠣᠯᠤᠭᠰᠠᠨ ᠠᠬ᠎ᠠ ᠮᠢᠨᠢ ᠥᠷᠥᠰᠢᠶᠡᠵᠦ ᠬᠠᠢᠢᠷᠠᠯᠠ ᠨᠠᠮᠠᠢᠢ᠃
ᠤᠷᠭ᠎ᠠ ᠲᠣᠣᠷ ᠡᠴᠡ ᠮᠤᠯᠲᠤᠯᠵᠤ ᠤᠰᠤᠨ ᠳᠤᠷ ᠪᠤᠴᠠᠭᠠᠵᠤ ᠲᠠᠯᠪᠢᠭᠠᠴᠢ᠃
ᠠᠮᠢ ᠪᠡᠢ᠎ᠡ  ᠶᠢᠨ ᠣᠷᠣᠨ ᠳᠦ ᠠᠯᠢ ᠳᠤᠷᠠᠲᠠᠢ ᠢᠢ ᠥᠭᠬᠦᠨ᠎ᠠ〉〉 ᠭᠡᠵᠡᠢ᠃
ᠡᠨᠡ ᠦᠭᠡ ᠢᠢ ᠰᠣᠨᠣᠰᠣᠭᠠᠳ ᠡᠪᠦᠭᠡᠨ ᠶᠡᠬᠡ ᠴᠣᠴᠢᠪᠠ᠃
〈〈ᠥᠰᠦᠭᠰᠡᠨ ᠲᠥᠷᠦᠭᠰᠡᠨ ᠡᠴᠡ ᠨᠠᠭᠠᠰᠢ
ᠡᠪᠦᠭᠡᠨ ᠨᠠᠰᠤᠨ ᠪᠣᠯᠲᠠᠯ᠎ᠠ ᠡᠳᠦᠷ ᠵᠢᠯ ᠦᠨ ᠳᠣᠲᠣᠷ᠎ᠠ
ᠵᠢᠭᠠᠰᠤ ᠪᠠᠷᠢᠵᠤ ᠠᠮᠢᠳᠤᠷᠠᠬᠤ  ᠳᠠᠭᠠᠨ ᠵᠠᠮᠠᠭ ᠰᠢᠭᠦᠵᠦ ᠶᠠᠪᠤᠬᠤ  ᠳᠠᠭᠠᠨ
ᠦᠭᠡ ᠬᠡᠯᠡᠬᠦ ᠵᠢᠭᠠᠰᠤ ᠢᠢ ᠦᠵᠡᠭᠰᠡᠨ ᠤᠳᠠᠭ᠎ᠠ ᠪᠠᠢᠢᠬᠤ ᠦᠭᠡᠢ᠃
ᠶᠠᠭᠠᠭᠢᠭᠰᠠᠨ ᠬᠠᠴᠢᠨ ᠶᠤᠮ ᠪᠤᠢ ᠂ ᠶᠠᠮᠠᠷ ᠵᠢᠭᠲᠡᠢ ᠬᠡᠷᠡᠭ ᠪᠤᠢ?〉〉 ᠭᠡᠵᠦ
ᠠᠵᠢᠭ ᠰᠡᠵᠢᠭ ᠲᠥᠷᠥᠵᠦ ᠠᠶᠤᠬᠤ ᠭᠠᠢᠢᠬᠠᠬᠤ ᠵᠡᠷᠭᠡᠴᠡᠵᠦ
ᠠᠯᠲᠠᠨ ᠵᠢᠭᠠᠰᠤ  ᠢᠢ ᠲᠠᠯᠪᠢᠪᠠ᠃
〈〈ᠴᠢᠨᠤ ᠥᠭᠬᠦ ᠶᠠᠭᠤᠮ᠎ᠠ ᠨᠠᠳᠠ ᠳᠤ ᠬᠡᠷᠡᠭ ᠪᠠᠢᠢᠬᠤ ᠦᠭᠡᠢ
ᠴᠢᠨᠤ ᠦᠨᠡᠲᠡᠢ ᠪᠡᠢ᠎ᠡ ᠨᠠᠳᠠ ᠳᠤ ᠣᠯᠵᠠ ᠪᠣᠯᠬᠤ ᠦᠭᠡᠢ
ᠠᠯᠲᠠᠨ ᠥᠩᠭᠡᠲᠦ ᠵᠢᠭᠠᠰᠤ ᠮᠢᠨᠢ ᠠᠷᠢᠭᠤᠨ ᠳᠠᠯᠠᠢ ᠳᠦ ᠴᠡᠩᠭᠡᠵᠦ
ᠠᠯᠢ ᠳᠤᠷ᠎ᠠ ᠪᠡᠷ ᠠᠮᠢᠳᠤᠷᠠ ᠂ ᠠᠴᠢᠲᠤ ᠲᠡᠭᠷᠢ ᠳᠦ ᠥᠷᠰᠢᠶᠡᠭᠳᠡᠵᠦ
ᠠᠮᠤᠷ ᠮᠡᠨᠳᠦ ᠶᠠᠪᠤ᠃〉〉 ᠭᠡᠵᠦ ᠰᠠᠢᠢᠨ ᠦᠭᠡ ᠪᠡᠨ ᠬᠡᠯᠡᠵᠦ
ᠰᠠᠢᠢᠬᠠᠨ ᠢᠷᠦᠭᠡᠯ ᠢᠶᠡᠨ ᠲᠠᠯᠪᠢᠪᠠ᠃

ᠡᠪᠦᠭᠡᠨ ᠲᠡᠨᠳᠡ ᠡᠴᠡ ᠪᠤᠴᠠᠵᠤ ᠭᠡᠷ ᠲᠡᠭᠡᠨ ᠬᠠᠷᠢᠵᠤ ᠢᠷᠡᠭᠡᠳ
ᠥᠨᠥᠬᠢ ᠰᠣᠨᠢᠨ ᠶᠠᠭᠤᠮ᠎ᠠ ᠪᠡᠨ ᠡᠮᠡᠭᠡᠨ  ᠳᠡᠭᠡᠨ ᠶᠠᠷᠢᠵᠤ ᠡᠬᠢᠯᠡᠪᠡ᠃
〈〈ᠥᠨᠦᠳᠦᠷ ᠪᠢ ᠳᠠᠯᠠᠢ ᠡᠴᠡ ᠨᠢᠭᠡ ᠵᠢᠭᠠᠰᠤ ᠪᠠᠷᠢᠪᠠ᠃
ᠥᠩᠭᠡ ᠨᠢ ᠠᠯᠲᠠᠨ ᠪᠥᠭᠡᠳ ᠬᠦᠮᠦᠨ  ᠦ ᠬᠡᠯᠡ ᠶᠢ ᠮᠡᠳᠡᠨ᠎ᠠ᠃
ᠠᠮᠢ ᠪᠡᠢ᠎ᠡ ᠪᠡᠨ ᠠᠪᠤᠷᠠᠵᠤ ᠤᠰᠤᠨ ᠳᠦ ᠲᠠᠯᠪᠢᠬᠤ ᠢᠢ ᠭᠤᠶᠤᠵᠤ
ᠠᠯᠢ ᠳᠤᠷᠠᠲᠠᠢ ᠶᠠᠭᠤᠮ᠎ᠠ ᠢᠢ ᠨᠠᠳᠠ ᠳᠤ ᠥᠭᠬᠦᠢ᠎ᠡ ᠭᠡᠬᠦ ᠳᠤᠨᠢ
ᠠᠶᠤᠵᠤ ᠰᠠᠨᠳᠤᠷᠤᠭᠠᠳ ᠪᠢ ᠶᠠᠭᠤ ᠴᠤ ᠠᠪᠴᠤ ᠴᠢᠳᠠᠭᠰᠠᠨ ᠦᠭᠡᠢ᠃
ᠬᠥᠭᠡᠷᠦᠬᠦᠢ ᠲᠡᠷᠡ ᠵᠢᠭᠠᠰᠤ ᠢᠢ ᠲᠣᠣᠷ ᠰᠢᠭᠦᠷ ᠡᠴᠡ ᠮᠤᠯᠲᠤᠯᠵᠤ
ᠬᠥᠬᠡ ᠳᠠᠯᠠᠢ ᠳᠤᠨᠢ ᠲᠠᠯᠪᠢᠴᠢᠭᠠᠳ ᠪᠤᠴᠠᠭᠠᠳ ᠢᠷᠡᠪᠡ〉〉 ᠭᠡᠵᠦ ᠭᠡᠨ᠎ᠡ᠃
〈〈ᠡᠷᠭᠢᠭᠦᠦ ᠲᠡᠨᠡᠭ ᠠᠮᠢᠲᠠᠨ 〉〉 ᠭᠡᠵᠦ ᠡᠮᠡᠭᠡᠨ ᠡᠪᠤᠭᠡᠨ ᠢᠢᠡᠨ ᠵᠢᠮᠡᠯᠡᠪᠡ᠃
〈〈ᠠᠯᠲᠠᠨ ᠵᠢᠭᠠᠰᠤ ᠡᠴᠡ ᠶᠠᠭᠤᠮ᠎ᠠ ᠠᠪᠴᠤ ᠴᠢᠳᠠᠭᠰᠠᠨ ᠦᠭᠡᠢ ᠴᠢ᠃
ᠮᠤᠩᠬᠠᠭ ᠠᠮᠢᠲᠠᠨ ᠶᠠᠳᠠᠬᠤ  ᠳᠠᠭᠠᠨ ᠮᠣᠳᠣᠨ ᠲᠡᠪᠰᠢ ᠭᠤᠶᠤᠭᠰᠠᠨ ᠪᠣᠯ
ᠮᠠᠠᠰᠢ ᠬᠡᠷᠡᠭᠲᠡᠢ ᠪᠠᠢᠢᠬᠤ ᠰᠠᠨ ᠂ ᠮᠠᠨᠠᠢ ᠲᠡᠪᠰᠢ ᠬᠠᠭᠤᠴᠢᠷᠠᠵᠤ
ᠬᠠᠭᠠᠷᠠᠵᠤ ᠡᠪᠳᠡᠷᠡᠭᠡᠳ ᠪᠦᠷ ᠬᠡᠮᠬᠡᠷᠡᠵᠦ ᠤᠨᠠᠬᠤ ᠰᠢᠬᠠᠭᠰᠠᠨ ᠰᠢᠦ〉〉 ᠭᠡᠵᠡᠢ᠃
ᠡᠪᠦᠭᠡᠨ ᠭᠡᠳᠡᠷᠭᠦ ᠶᠠᠪᠤᠵᠤ ᠥᠨᠥᠬᠢ ᠳᠠᠯᠠᠢ  ᠳᠠᠭᠠᠨ ᠢᠷᠡᠪᠡ᠃
ᠳᠠᠯᠠᠢ ᠶᠢᠨ ᠤᠰᠤ ᠮᠢᠷᠠᠯᠵᠠᠵᠤ ᠳᠠᠩᠴᠢ ᠰᠠᠢᠢᠬᠠᠨ ᠬᠠᠷᠠᠭᠳᠠᠨ᠎ᠠ᠃
ᠠᠯᠲᠠᠨ ᠵᠢᠭᠠᠰᠤ ᠢᠶ ᠳᠠᠭᠤᠳᠠᠭᠰᠠᠨ  ᠳᠤ ᠠᠯᠲᠠᠨ ᠵᠢᠭᠠᠰᠤ ᠬᠥᠪᠪᠦᠭᠰᠡᠭᠡᠷ
ᠡᠮᠦᠨ᠎᠎ᠡ ᠨᠢ ᠬᠦᠷᠴᠦ ᠢᠷᠡᠭᠡᠳ ᠡᠪᠦᠭᠡᠨ ᠡᠴᠡ ᠢᠩᠭᠢᠵᠦ ᠠᠰᠠᠭᠤᠪᠠ᠃
〈〈ᠬᠦᠨᠳᠤᠳᠤ ᠡᠪᠦᠭᠡᠨ ᠠᠬ᠎ᠠ ᠮᠢᠨᠢ ᠬᠦᠰᠡᠬᠦ ᠬᠡᠯᠡᠬᠦ ᠶᠠᠭᠤ ᠪᠠᠢᠢᠨ᠎ᠠ?
ᠶᠠᠪᠤᠳᠠᠯ ᠤᠴᠢᠷ ᠶᠠᠭᠤ ᠪᠤᠢ ᠶᠠᠮᠠᠷ ᠬᠡᠷᠡᠭ ᠢᠢᠡᠷ ᠢᠷᠡᠪᠡ?〉〉
ᠡᠪᠦᠭᠡᠨ ᠬᠠᠷᠢᠭᠤ ᠬᠡᠯᠡᠪᠡ᠄
〈〈ᠬᠠᠳᠣᠨ ᠳᠡᠭᠡᠳᠦ ᠵᠢᠭᠠᠰᠤ ᠮᠢᠨᠢ ᠬᠠᠢᠢᠷᠠᠯᠠᠵᠤ ᠨᠠᠮᠠᠢᠢ ᠥᠷᠥᠰᠢᠶᠡ
ᠠᠯᠲᠠᠨ ᠵᠢᠭᠠᠰᠤ ᠡᠴᠡ ᠶᠠᠭᠤᠮ᠎ᠠ ᠠᠪᠴᠤ ᠴᠢᠳᠠᠭᠰᠠᠨ ᠦᠭᠡᠢ ᠭᠡᠵᠦ
ᠮᠠᠨᠠᠢ ᠡᠮᠡᠭᠡᠨ ᠨᠠᠮᠠᠢᠢ ᠮᠠᠰᠢ ᠶᠡᠬᠡ ᠪᠡᠷ ᠪᠤᠷᠤᠭᠤᠰᠢᠶᠠᠵᠤ
ᠰᠢᠨ᠎ᠡ ᠲᠡᠪᠰᠢ ᠬᠡᠷᠡᠭᠲᠡᠢ ᠭᠡᠵᠦ ᠰᠢᠷᠦᠭᠦᠨ ᠦᠭᠡ ᠬᠡᠯᠵᠦ ᠪᠠᠢᠢᠨ᠎ᠠ᠃
ᠡ᠊᠋᠋ᠳ᠋᠋ᠯᠡᠵᠦ ᠪᠠᠢᠢᠭᠰᠠᠨ ᠲᠡᠪᠰᠢ ᠮᠢᠨᠢ ᠡᠪᠳᠡᠷᠡᠵᠦ ᠤᠨᠠᠬᠤ ᠳᠤ ᠬᠦᠷᠦᠭᠰᠡᠨ ᠭᠡᠨ᠎ᠡ
ᠠᠯᠲᠠᠨ ᠵᠢᠭᠠᠰᠤ ᠬᠡᠯᠡᠪᠡ᠄
〈〈ᠠᠴᠢᠲᠤ ᠪᠤᠭᠤᠷᠤᠯ ᠡᠪᠦᠭᠡᠨ ᠠᠬ᠎ᠠ ᠮᠢᠨᠢ ᠵᠣᠷᠢᠵᠤ ᠢᠷᠡᠭᠰᠡᠨ ᠬᠡᠷᠡᠭ ᠴᠢᠨᠢ
ᠵᠣᠪᠠᠬᠤ ᠶᠠᠭᠤᠮ᠎ᠠ ᠦᠭᠡᠢ ᠪᠦᠲᠦᠨ᠎ᠠ᠃
ᠡᠷᠭᠡᠳᠦ ᠭᠡᠷ ᠲᠡᠭᠡᠨ ᠬᠠᠷᠢ ᠂ ᠡᠪᠦᠭᠡᠨ ᠠᠬ᠎ᠠ ᠮᠢᠨᠢ ᠃
ᠡᠪᠳᠡᠷᠬᠡᠢ ᠮᠠᠭᠤ ᠲᠡᠪᠰᠢ ᠴᠢᠨᠢ ᠰᠢᠨ᠎ᠡ ᠲᠡᠪᠰᠢ ᠪᠡᠷ ᠰᠣᠯᠢᠭᠳᠠᠨ᠎ᠠ᠃〉〉

Цааш унших

Бэлэг

Thursday, October 2, 2014 No comments:
posted by Erdenechimeg Myatav
Цааш унших

... босоо

No comments:
Цааш унших